︽ᠬᠠᠲᠠᠭᠤ ᠮᠤᠳᠤᠨ ᠣᠷᠣ ᠳᠡᠭᠡᠷᠡ | ᠤᠨᠲᠠᠬᠤ︾ ᠭᠡᠬᠦ ᠡᠨᠡ ᠬᠦ ︽ᠣᠨᠣᠯ︾ ᠪᠣᠯ | ᠪᠦᠰᠡᠯᠡᠭᠦᠷ ᠨᠢᠷᠤᠭᠤᠨ ᠤ ᠰᠡᠭᠡᠷ ᠤᠨ | ᠲᠠᠪᠠᠭ ᠳᠣᠪᠤᠶᠢᠭᠰᠠᠨ ᠭᠡᠮ ᠢᠵᠠᠰᠠᠬᠤ | ᠨᠡᠯᠢᠶᠡᠳ ᠡᠷᠳᠡᠨ ᠤ ᠠᠷᠭᠠ ᠪᠠᠷᠢᠯ ᠤᠨ | ᠦᠷᠭᠦᠯᠵᠢᠯᠡᠯ ᠪᠤᠯᠤᠨᠠ᠂ ᠭᠡᠲᠡᠯᠡ | ᠣᠷᠴᠢᠮ ᠤᠨ ᠬᠡᠳᠦᠨ ᠵᠢᠯ ᠤᠨ ᠣᠯᠠᠩᠬᠢ | ᠬᠠᠮᠢᠶᠠ ᠪᠦᠬᠦᠢ ᠰᠤᠳᠤᠯᠭᠠᠨ ᠳᠤᠪᠦᠷ | ︽ᠬᠠᠳᠠᠭᠤᠪᠳᠤᠷ ᠣᠷᠣ ᠶᠢᠨ ᠳᠡᠪᠢᠰᠬᠡᠷ ︵中等硬 | 度的床垫︶ ᠢ ᠬᠠᠮᠤᠭ ᠲᠡᠷᠢᠭᠦᠨ ᠳᠤ | ᠰᠣᠩᠭᠤᠬᠤ ᠬᠡᠷᠡᠭᠲᠡᠢ︾ ᠭᠡᠵᠦ | ᠲᠤᠷᠠᠳᠤᠬᠰᠠᠨᠪᠠᠶᠢᠨᠠ᠃ ᠡᠷᠡᠭᠦᠯ | ᠬᠥᠮᠦᠨ ᠤ ᠪᠠᠭᠠᠨᠠ ᠨᠢᠷᠤᠭᠤ ᠳᠤ ︽S︾ | ᠬᠡᠯᠪᠡᠷᠢ ᠶᠢᠨ ᠹᠢᠽᠢᠣᠯᠣᠭᠢ ᠶᠢᠨ ᠮᠤᠷᠤᠢ | ᠱᠤᠭᠤᠮ ᠲᠠᠢ ᠪᠠᠶᠢᠳᠠᠭ ᠪᠤᠯᠬᠤᠷ ᠳᠡᠭᠡᠭᠰᠢ | ᠬᠠᠨᠳᠤᠨᠬᠠᠲᠠᠭᠤ ᠮᠤᠳᠤᠨ ᠣᠷᠣ ᠳᠡᠭᠡᠷᠡ | ᠤᠨᠲᠠᠪᠠᠯ᠂ ᠬᠥᠮᠦᠨ ᠤ ᠨᠢᠷᠤᠭᠤᠨ ᠤ ᠬᠡᠰᠡᠭ | ᠬᠦᠨᠳᠡᠢ ᠲᠤᠰᠴᠤ᠂ ᠪᠦᠰᠡᠯᠡᠭᠦᠷ ᠨᠢᠷᠤᠭᠤ ᠨᠢ | ᠵᠣᠬᠢᠬᠤ ᠬᠡᠮᠵᠢᠶᠡ ᠪᠠᠷ ᠣᠷᠣᠳᠡᠭᠡᠷᠡ | ᠨᠠᠭᠠᠯᠳᠤᠬᠤ ᠪᠠ ᠲᠤᠯᠬᠤ ᠶᠢᠨ ᠠᠷᠭᠠ ᠦᠭᠡᠢ | ᠪᠤᠯᠳᠠᠭ᠂ ᠤᠨᠲᠠᠬᠤ ᠶᠢᠨ ᠦᠶᠡ ᠳᠤ ᠬᠡᠰᠡᠨ | ᠪᠦᠰᠡᠯᠡᠭᠦᠷ ᠤᠨ ᠲᠣᠭᠤᠷᠢᠨ ᠤ ᠪᠤᠯᠴᠢᠩ ᠮᠥᠨ | ᠬᠦᠠᠵᠢᠯᠯᠠᠵᠤ ᠪᠦᠰᠡᠯᠡᠭᠦᠷ ᠨᠢᠷᠤᠭᠤ | ᠮᠤᠷᠦ᠋ᠢᠯᠲᠠ ᠶᠢ ᠲᠤᠯᠵᠤ ᠪᠠᠶᠢᠳᠠᠭ᠂ ᠤᠷᠲᠤ | ᠬᠤᠭᠤᠴᠠᠭᠠ ᠪᠣᠯᠪᠠᠯ ᠪᠦᠰᠡᠯᠡᠭᠦᠷ | ᠬᠡᠰᠡᠭ ᠤᠨ ᠪᠤᠯᠴᠢᠩ ᠰᠤᠯᠠᠷᠠᠬᠤ ᠶᠢᠨ | ᠠᠷᠭᠠᠦᠭᠡᠢ ᠪᠣᠯᠵᠤ᠂ ᠲᠡᠷᠡᠴᠢᠯᠡᠨ | ᠴᠢᠩᠭᠠᠷᠠᠵᠤ ᠱᠠᠷᠬᠢᠷᠠᠨ ᠡᠪᠡᠳᠬᠦ᠂ | ᠪᠠᠭᠠᠨᠠ ᠨᠢᠷᠤᠭᠤ ᠬᠥᠰᠢᠵᠦ ᠬᠠᠲᠠᠭᠤᠷᠠᠬᠤ | ᠵᠡᠷᠭᠡ ᠪᠠᠶᠢᠳᠠᠯ ᠭᠠᠷᠴᠤ᠂ ᠡᠭᠦᠨ ᠤ | ᠤᠯᠠᠮ ᠢᠶᠠᠷᠵᠦᠳᠡᠷᠡᠯ ᠤᠨ ᠭᠡᠮᠲᠦᠯ ᠪᠤᠶᠤ | ᠪᠠᠭᠠᠨᠠ ᠨᠢᠷᠤᠭᠤᠨ ᠤ ᠮᠤᠷᠦ᠋ᠢᠯᠲᠠ ᠠᠰᠬᠠᠨ | ᠪᠣᠯᠬᠤ ᠵᠡᠷᠭᠡ ᠪᠠᠶᠢᠳᠠᠯ ᠭᠠᠷᠳᠠᠭ᠃ | ᠡᠭᠦᠨ ᠠᠴᠠ ᠭᠠᠳᠠᠨᠠ᠂ ᠬᠠᠲᠠᠭᠤ ᠮᠤᠳᠤᠨ | ᠣᠷᠣ ᠨᠢ ᠵᠣᠬᠢᠬᠤ ᠬᠡᠮᠵᠢᠶᠡᠨ ᠳᠡᠭᠡᠷᠡ | ᠬᠥᠮᠦᠨ ᠤ ᠪᠡᠶᠡ ᠶᠢᠨ ᠶᠠᠰᠤᠨ ᠤ | ᠪᠦᠲᠦᠴᠡ ᠶᠢᠨ ᠭᠦᠳᠦ᠋ᠢᠵᠦᠭᠠᠷᠤᠭᠰᠠᠨ | ᠬᠡᠰᠡᠭ ᠲᠤ ᠨᠡᠩ ᠶᠡᠭᠡ ᠳᠠᠷᠤᠯᠲᠠ ᠥᠭᠴᠦ | ᠮᠡᠳᠡᠨᠡ᠂ ᠡᠭᠦᠨ ᠳᠤ ᠮᠥᠷᠥ ᠶᠢᠨ ᠦᠶᠡ᠂ | ᠠᠭᠠᠷᠴᠠᠭ ᠵᠡᠷᠭᠡ ᠬᠡᠰᠡᠭ ᠪᠠᠭᠲᠠᠨᠠ᠂ | ᠡᠳᠡᠭᠡᠷ ᠨᠢ ᠤᠷᠲᠤᠬᠤᠭᠤᠴᠠᠭᠠ ᠪᠠᠷ | ᠳᠠᠷᠤᠭᠳᠠᠭᠰᠠᠨ ᠠᠴᠠ ᠪᠣᠯᠵᠤ ᠴᠢᠰᠤᠨ | ᠡᠷᠭᠢᠯᠲᠡ ᠮᠠᠭᠤᠳᠠᠬᠤ ᠶᠢᠨ ᠤᠯᠠᠮ ᠢᠶᠠᠷ | ᠲᠠᠷᠤᠵᠤ ᠡᠪᠡᠳᠬᠦ᠂ ᠮᠢᠨᠴᠦᠭᠦᠷᠡᠬᠦ ᠵᠡᠷᠭᠡ | ᠡᠪ ᠦᠭᠡᠢ ᠪᠠᠶᠢᠳᠠᠯᠭᠠᠷᠳᠠᠭ᠃ | ᠭᠡᠪᠡᠴᠦ ᠪᠠᠰᠠ ᠠᠩᠬᠠᠷᠤᠭᠤᠰᠢᠳᠠᠢ ᠵᠦᠢᠯ | ᠭᠡᠪᠡᠯ᠂ ᠬᠡᠳᠦ᠋ᠢᠪᠡᠷ ᠵᠥᠭᠡᠯᠡᠨ ᠣᠷᠣ ᠶᠢᠨ | ᠳᠡᠪᠢᠰᠬᠡᠷ ᠢ ᠬᠡᠷᠡᠭᠯᠡᠪᠡᠯ ᠬᠦᠮᠦᠨ ᠤ | ᠪᠡᠶᠡ ᠤᠷᠤ ᠲᠠᠢᠨᠠᠭᠠᠯᠳᠤᠬᠤ ᠪᠠᠷ | ᠬᠠᠮᠤᠭ ᠤᠨ ᠶᠡᠭᠡ᠂ ᠣᠷᠣ ᠪᠣᠯᠤᠨ ᠬᠦᠮᠦᠨ ᠤ | ᠪᠡᠶᠡ ᠭᠦᠢᠴᠡᠳ ᠬᠦᠷᠦᠯᠴᠡᠵᠦ ᠠᠮᠤᠷ | ᠲᠦᠪᠰᠢᠨ ᠢᠶᠠᠷ ᠤᠨᠳᠠᠬᠤ ᠰᠡᠷᠡᠭᠳᠡᠯ ᠢ | ᠨᠡᠮᠡᠭᠳᠡᠭᠦᠯᠳᠡᠭᠪᠣᠯᠪᠠᠴᠤ᠂ ᠲᠤᠰ | ᠪᠠᠶᠢᠳᠠᠯ ᠳᠣᠣᠷᠠ ᠶᠠᠮᠠᠷ ᠨᠢᠭᠡᠨ ᠵᠦᠢᠯ ᠤᠨ | ᠤᠨᠲᠠᠬᠤ ᠬᠡᠯᠪᠡᠷᠢ ᠶᠢ ᠰᠣᠩᠭᠤᠭᠰᠠᠨ ᠴᠤ ᠪᠦᠷ | ᠭᠦᠢᠴᠡᠳ ᠳᠠᠭᠠᠭᠠᠴᠠ | ᠳᠤᠲᠠᠭᠳᠠᠭᠰᠠᠨ ᠠᠴᠠᠪᠣᠯᠵᠤ ᠬᠦᠮᠦᠨ ᠤ | ᠪᠡᠶᠡ ᠶᠢᠨ ᠳᠤᠮᠳᠠ ᠬᠡᠰᠡᠭ ᠲᠤᠷᠤᠬᠰᠢ | ᠰᠢᠬᠢᠳᠦᠵᠦ᠂ ᠪᠡᠶᠡ ᠨᠢ ᠨᠤᠮᠤᠯᠵᠢᠨ | ᠬᠡᠯᠪᠡᠷᠢ ᠲᠠᠢ ᠪᠤᠯᠳᠠᠭ᠂ ᠡᠶᠢᠮᠦ ᠠᠴᠠ ᠮᠥᠨ | ᠯᠡ ᠪᠠᠭᠠᠨᠠᠨᠢᠷᠤᠭᠤᠨ ᠤ ᠬᠡᠪ ᠤᠨ | ᠹᠢᠽᠢᠣᠯᠣᠭᠢ ᠶᠢᠨ ᠮᠤᠷᠦ᠋ᠢᠯᠲᠠ ᠪᠠᠨ | ᠪᠠᠲᠤᠯᠠᠵᠦ ᠴᠢᠳᠠᠳᠠᠭ ᠦᠭᠡᠢ᠂ ᠲᠡᠷᠡᠴᠢᠯᠡᠨ | ᠨᠢᠷᠤᠭᠤᠨ ᠤ ᠲᠣᠭᠤᠷᠢᠨ ᠤ ᠪᠤᠯᠴᠢᠩ ᠴᠤ | ᠰᠠᠶᠢᠨᠠᠮᠠᠷᠠᠵᠤ ᠳᠡᠶᠢᠯᠬᠦ ᠦᠭᠡᠢ ᠠᠴᠠ | ᠪᠣᠯᠵᠤ ᠱᠠᠷᠬᠢᠷᠠᠵᠤ ᠡᠪᠡᠳᠬᠦ ᠪᠤᠶᠤ | ᠵᠦᠳᠡᠷᠡᠯ ᠤᠨ ᠭᠡᠮᠲᠦᠯ ᠡᠭᠦᠰᠳᠡᠭ᠃ | ᠪᠠᠰᠠ ᠨᠢᠭᠡ ᠬᠠᠮᠤᠭ ᠴᠢᠬᠤᠯᠠ ᠵᠦᠢᠯ | ᠭᠡᠪᠡᠯ᠂ ᠶᠡᠭᠡ ᠬᠡᠮᠵᠢᠶᠡᠨ ᠤ | ᠰᠤᠳᠤᠯᠭᠠᠨ ᠳᠤ᠂ ᠬᠠᠲᠠᠭᠤ ᠮᠤᠳᠤᠨ ᠣᠷᠣ ᠪᠤᠶᠤ | ᠬᠡᠳᠦ ᠵᠥᠭᠡᠯᠡᠨ ᠣᠷᠣ ᠶᠢᠨᠳᠡᠪᠢᠰᠬᠡᠷ ᠨᠢ | ᠴᠦᠮ ᠤᠨᠲᠠᠭᠰᠠᠳ ᠤᠨ ᠪᠡᠶᠡᠴᠢ ᠲᠠᠯᠠ ᠶᠢᠨ | ᠲᠠᠭᠠᠯᠠᠮᠵᠢ ᠪᠠᠷ ᠠᠨᠠᠢ ᠪᠠᠶᠢᠳᠠᠭ᠂ | ᠦᠭᠡᠷᠡ ᠪᠠᠷ ᠬᠡᠯᠡᠪᠡᠯ ᠬᠠᠲᠠᠭᠤ ᠪᠤᠶᠤ | ᠬᠡᠳᠦ ᠵᠥᠭᠡᠯᠡᠨ ᠣᠷᠣᠳᠡᠭᠡᠷᠡ ᠤᠨᠲᠠᠪᠠᠯ | ᠪᠦᠷ ᠲᠠᠭᠠᠯᠠᠮᠵᠢ ᠦᠭᠡᠢ ᠪᠠᠶᠢᠳᠠᠭ ᠭᠡᠵᠦ | ᠦᠵᠡᠵᠦ ᠪᠠᠶᠢᠨᠠ᠃ | |